ᠪᠢᠽᠢᠨ᠋ᠧᠰ ᠡᠷᠬᠢᠯᠡᠬᠦ ᠲᠠᠭᠠᠲᠠᠢ ᠣᠷᠴᠢᠨ ᠢ ᠪᠦᠷᠢᠳᠦᠭᠦᠯᠬᠦ᠂ ᠬᠥᠷᠥᠩᠭᠡ ᠣᠷᠣᠭᠤᠯᠤᠭᠴᠢᠳ ᠢ ᠲᠠᠲᠠᠬᠤ e-business.mn ᠫᠯᠠᠲ᠋ᠹᠣᠷᠮ ᠨᠡᠪᠲᠡᠷᠡᠭᠦᠯᠦᠯ᠎ᠡ


ᠢᠷᠭᠡᠳ ᠬᠠᠤᠯᠢ ᠊ᠢᠢᠨ ᠡᠲᠡᠭᠡᠳ ᠪᠠᠶᠢᠭᠤᠯᠬᠤ ᠊ᠳᠤ ᠪᠠᠨ ᠬᠡᠳᠦ ᠬᠡᠳᠦᠨ ᠤᠳᠠᠭ᠎ᠠ ᠤᠯᠤᠰ ᠤᠨ ᠪᠦᠷᠢᠳᠬᠡᠯ ᠦᠨ᠂ ᠰᠠᠩᠬᠦᠦ ᠊ᠢᠢᠨ ᠪᠠᠶᠢᠭᠤᠯᠤᠯᠭ᠎ᠠ ᠳᠡᠭᠡᠷ᠎ᠡ ᠪᠡᠶᠡᠴᠢᠯᠡᠨ ᠣᠴᠢᠬᠤ ᠱᠠᠭᠠᠷᠳᠠᠯᠭ᠎ᠠ ᠲᠤᠯᠭᠠᠷᠠᠳᠠᠭ᠃ ᠺᠣᠮᠫᠠᠨᠢ ᠶᠢᠨ ᠢᠶᠠᠨ ᠲᠥᠷᠦ ᠳᠦ ᠪᠠᠶᠢᠭ᠎ᠠ ᠮᠡᠳᠡᠭᠡᠯᠡᠯ ᠢ ᠰᠢᠭᠤᠳ ᠬᠠᠷᠠᠬᠤ ᠪᠣᠯᠤᠮᠵᠢ ᠦᠭᠡᠢ᠂ ᠪᠢᠽᠢᠨ᠋ᠧᠰ ᠡᠷᠬᠢᠯᠡᠬᠦ ᠳᠦ ᠱᠠᠭᠠᠷᠳᠠᠭᠳᠠᠳᠠᠭ ᠵᠥᠪᠰᠢᠶᠡᠷᠡᠯ᠂ ᠯᠢᠼᠧᠨᠽ ᠠᠪᠬᠤ᠂ ᠰᠤᠩᠭᠠᠬᠤ᠂ ᠴᠤᠴᠠᠯᠠᠬᠤ ᠫᠷᠣᠼᠧᠰᠰ ᠲᠣᠳᠣᠷᠬᠠᠢ ᠦᠭᠡᠢ᠂ ᠤᠳᠠᠭᠠᠨ᠂ ᠬᠦᠮᠦᠨ ᠡᠴᠡ ᠬᠠᠮᠢᠶᠠᠷᠤᠭᠰᠠᠨ᠂ ᠲᠥᠷᠦ ᠡᠴᠡ ᠯᠠᠪᠯᠠᠭᠠᠭ᠎ᠠ ᠲᠣᠳᠣᠷᠬᠠᠶᠢᠯᠠᠯᠲᠠ ᠶᠢ ᠵᠠᠪᠠᠯ ᠪᠢᠴᠢᠭ ᠢᠶᠡᠷ᠂ ᠠᠯᠪᠠᠨ ᠪᠢᠴᠢᠭ ᠢᠶᠡᠷ ᠬᠦᠰᠡᠯ ᠳᠦ ᠬᠦᠷᠭᠡᠵᠦ᠂ ᠬᠠᠷᠢᠭᠤᠭ ᠨᠢ ᠣᠴᠢᠵᠤ ᠠᠪᠬᠤ ᠱᠠᠭᠠᠷᠳᠠᠯᠭ᠎ᠠ ᠲᠠᠢ ᠭᠡᠬᠦ ᠮᠡᠲᠦ ᠲᠥᠷᠦ ᠶᠢᠨ ᠦᠢᠯᠡᠴᠢᠯᠡᠭᠡᠨ ᠦ ᠤᠯᠠᠮᠵᠢᠯᠠᠯᠲᠤ ᠬᠡᠯᠪᠡᠷᠢ ᠨᠢ ᠪᠢᠽᠢᠨ᠋ᠧᠰ ᠡᠷᠬᠢᠯᠡᠭᠴᠢᠳ ᠲᠦ ᠵᠠᠷᠤᠳᠠᠯ ᠴᠢᠷᠦᠭᠳᠡᠯ᠂ ᠴᠠᠭ ᠬᠤᠭᠤᠴᠠᠭ᠎ᠠ ᠶᠡᠬᠡ ᠵᠠᠷᠤᠴᠠᠭᠤᠯᠬᠤ ᠳᠤ ᠬᠦᠷᠭᠡᠳᠡᠭ᠃

ᠡᠳᠡᠭᠡᠷ ᠬᠦᠨᠳᠦᠷᠡᠯ ᠤᠳ ᠊ᠢ ᠰᠢᠢᠳᠪᠦᠷᠢᠯᠡᠬᠦ ᠪᠡᠷ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠰᠠᠨᠠᠭᠠᠴᠢᠯᠠᠨ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠶᠠᠮᠤ᠂ ᠡᠳ᠋ ᠍ ᠦᠨ ᠵᠠᠰᠠᠭ ᠤᠨ ᠬᠥᠭᠵᠢᠯ ᠦᠨ ᠶᠠᠮᠤ᠂ ᠨᠡᠶᠢᠰᠯᠡᠯ ᠦᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠤᠯᠤᠰ ᠤᠨ ᠪᠦᠷᠢᠳᠬᠡᠯ ᠦᠨ ᠶᠡᠷᠦᠩᠬᠡᠢ ᠭᠠᠵᠠᠷ᠂ 《ᠢ-ᠮᠣᠩᠭᠣᠯᠢᠶᠠ ᠠᠺᠠᠳᠧᠮᠢ》 ᠤ᠊ ᠲᠥ᠊ ᠦ᠊ ᠭᠠ᠊ ᠂ 《ᠭᠠᠶᠢᠯᠢ᠂ ᠲᠠᠲᠠᠪᠤᠷᠢ ᠰᠠᠩᠬᠦᠦ ᠶᠢᠨ ᠮᠡᠳᠡᠭᠡᠯᠡᠯ ᠦᠨ ᠲᠧᠭᠨᠣᠯᠣᠭᠢ ᠶᠢᠨ ᠲᠥᠪ》 ᠤ᠊ ᠲᠥ᠊ ᠦ᠊ ᠭᠠ᠊ ᠪᠣᠯᠤᠨ ᠪᠤᠰᠤᠳ ᠲᠥᠷᠦ ᠶᠢᠨ ᠪᠠᠶᠢᠭᠤᠯᠤᠯᠭ᠎ᠠ ᠨᠤᠭᠤᠳ ᠬᠠᠮᠲᠤᠷᠠᠨ 《e-Business》 ᠫᠯᠠᠲ᠋ᠹᠣᠷᠮ ᠢ ᠬᠥᠭᠵᠢᠭᠦᠯᠵᠦ ᠬᠡᠷᠡᠭᠯᠡᠭᠡᠨ ᠳᠦ ᠨᠡᠪᠲᠡᠷᠡᠭᠦᠯᠵᠦ ᠪᠠᠶᠢᠭ᠎ᠠ ᠪᠠᠨ ᠥᠨᠥᠳᠥᠷ ᠲᠠᠨᠢᠯᠴᠠᠭᠤᠯᠤᠯ᠎ᠠ᠃

e-Business ᠫᠯᠠᠲ᠋ᠹᠣᠷᠮ ᠨᠢ ᠺᠣᠮᠫᠠᠨᠢ ᠪᠠᠶᠢᠭᠤᠯᠬᠤ ᠊ᠳᠤ ᠱᠠᠭᠠᠷᠳᠠᠳᠠᠭ ᠺᠣᠮᠫᠠᠨᠢ ᠶᠢᠨ ᠨᠡᠷ᠎ᠡ ᠠᠪᠬᠤ᠂ ᠤᠯᠤᠰ ᠤᠨ ᠪᠦᠷᠢᠳᠬᠡᠯ ᠳᠦ ᠪᠥᠷᠢᠳᠬᠡᠭᠦᠯᠬᠦ᠂ ᠬᠤᠪᠢ ᠨᠡᠶᠢᠯᠡᠭᠦᠯᠦᠭᠰᠡᠨ ᠬᠥᠷᠥᠩᠭᠡ ᠪᠡᠨ ᠪᠥᠷᠢᠳᠬᠡᠭᠦᠯᠬᠦ᠂ ᠴᠠᠬᠢᠮ ᠭᠡᠷᠡᠴᠢᠯᠡᠭᠡ ᠠᠪᠬᠤ᠂ ᠲᠠᠮᠠᠭ᠎ᠠ ᠵᠠᠬᠢᠶᠠᠯᠠᠭ᠎ᠠ ᠶᠢᠨ ᠬᠢᠨᠠᠯᠲᠠ ᠊ᠢᠢᠨ ᠬᠠᠭᠤᠳᠠᠰᠤ ᠢᠯᠡᠭᠡᠬᠦ ᠵᠡᠷᠭᠡ ᠦᠢᠯᠡ ᠶᠠᠪᠤᠴᠠ ᠶᠢ ᠴᠠᠬᠢᠮ ᠢᠶᠠᠷ ᠰᠢᠢᠳᠪᠦᠷᠢᠯᠡᠵᠦ᠂ ᠪᠦᠬᠦ ᠦᠢᠯᠡ ᠶᠠᠪᠤᠴᠠ ᠶᠢ ᠒ ᠬᠦᠷᠲᠡᠯᠡᠬᠢ ᠬᠣᠨᠣᠭ ᠲᠤ ᠰᠢᠢᠳᠪᠦᠷᠢᠯᠡᠨ᠎ᠡ᠃ ᠲᠥᠷᠥ ᠶᠢᠨ ᠦᠢᠯᠡᠴᠢᠯᠡᠭᠡ ᠶᠢ ᠠᠪᠬᠤ ᠳᠤ ᠠᠯᠢᠪᠠ ᠠᠯᠪᠠᠨ ᠪᠤᠰᠤ ᠵᠠᠷᠤᠳᠠᠯ ᠭᠠᠷᠭᠠᠬᠤ ᠦᠭᠡᠢ᠂ ᠴᠠᠭᠠᠰᠤᠨ ᠪᠢᠴᠢᠭ ᠨᠡᠬᠡᠬᠦ ᠦᠭᠡᠢ ᠪᠥᠭᠡᠳ ᠔᠑᠗ ᠲᠤᠰᠬᠠᠢ ᠵᠥᠪᠰᠢᠶᠡᠷᠡᠯ᠂ ᠔᠒ ᠯᠠᠪᠯᠠᠭᠠᠭ᠎ᠠ ᠲᠣᠳᠣᠷᠬᠠᠶᠢᠯᠠᠯᠲᠠ᠂ ᠒᠒᠖ ᠲᠥᠷᠥ ᠶᠢᠨ ᠦᠢᠯᠡᠴᠢᠯᠡᠭᠡ ᠪᠤᠶᠤ ᠨᠡᠶᠢᠲᠡ ᠖᠘᠕ ᠦᠢᠯᠡᠴᠢᠯᠡᠭᠡ ᠶᠢ ᠬᠣᠯᠪᠣᠭᠰᠠᠨ᠃

ᠨᠡᠶᠢᠲᠡᠯᠡᠭᠰᠡᠨ᠄