《ᠱᠦᠭᠯᠦ ᠠᠵᠢᠯᠯᠠᠭ᠎ᠠ》᠊ᠤ ᠠᠵᠢᠯ ᠤᠨ ᠬᠡᠰᠡᠭ ᠵᠠᠰᠠᠭ ᠤᠨ ᠭᠠᠵᠠᠷ ᠤᠨ ᠢᠷᠭᠡᠳ᠂ ᠣᠯᠠᠨ ᠨᠡᠶᠢᠲᠡ ᠲᠡᠢ ᠬᠠᠷᠢᠯᠴᠠᠬᠤ ᠑᠑-᠑᠑ ᠲᠥᠪᠡᠳ ᠠᠵᠢᠯᠯᠠᠯ᠎ᠠ


ᠵᠠᠰᠠᠭ ᠤᠨ ᠭᠠᠵᠠᠷ ᠡᠴᠠ ᠬᠡᠷᠡᠭᠵᠢᠭᠦᠯᠵᠦ ᠪᠤᠢ ᠠᠪᠤᠯ ᠊ᠢᠢᠨ ᠡᠰᠡᠷᠡᠭ 《᠕ ᠱ》 ᠠᠵᠢᠯᠯᠠᠭᠠᠨ ᠤ ᠨᠢᠭᠡ ᠪᠣᠯᠬᠤ 《ᠱᠦᠭᠯᠦ ᠠᠵᠢᠯᠯᠠᠭ᠎ᠠ》 ᠍᠊ᠤ ᠠᠵᠢᠯ ᠤᠨ ᠬᠡᠰᠡᠭ ᠗ ᠬᠣᠨᠣᠭ ᠪᠦᠷᠢ ᠊ᠢᠢᠨ ᠪᠠᠰᠠᠩ ᠭᠠᠷᠠᠭ ᠲᠤ ᠢᠷᠭᠡᠳ᠂ ᠣᠯᠠᠨ ᠨᠡᠶᠢᠲᠡ ᠲᠡᠢ ᠬᠠᠷᠢᠯᠴᠠᠬᠤ 《᠑᠑-᠑᠑》 ᠲᠥᠪᠡᠳ ᠠᠵᠢᠯᠯᠠᠬᠤ ᠪᠠᠷ ᠪᠣᠯᠤᠭᠰᠠᠨ᠃

ᠡᠨᠡ ᠬᠦᠷᠢᠶᠡᠨ ᠊ᠳᠦ ᠠᠵᠢᠯ ᠤᠨ ᠬᠡᠰᠡᠭ ᠤᠨ ᠠᠬᠠᠯᠠᠭᠴᠢ᠂ ᠬᠠᠤᠯᠢ ᠵᠦᠢ᠂ ᠳᠣᠲᠣᠭᠠᠳᠤ ᠬᠡᠷᠡᠭ ᠤᠨ ᠳᠡᠳ᠋ ᠰᠠᠶᠢᠳ ᠪ ∙ ᠰᠣᠯᠣᠩᠭ᠎ᠠ ᠪᠠᠨ᠂ ᠼᠠ᠊ ᠬᠥ᠊ ᠬᠠ᠊ ᠬᠣ᠊ ᠍-᠊ᠤ ᠳᠡᠳ᠋ ᠰᠠᠶᠢᠳ ᠵ ∙ ᠡᠷᠬᠢᠮᠪᠠᠭᠠᠲᠤᠷ᠂ ᠠᠭᠤᠯᠠ ᠠᠭᠤᠷᠬᠠᠢ᠂ ᠬᠦᠨᠳᠦ ᠦᠢᠯᠡᠳᠪᠦᠷᠢ ᠶᠢᠨ ᠶᠠᠮᠤᠨ ᠤ ᠭᠠᠵᠠᠷ ᠤᠨ ᠳᠠᠷᠤᠭ᠎ᠠ ᠪ ∙ ᠤᠶᠠᠩᠭ᠎ᠠ ᠨᠠᠷ ᠥᠨᠥᠳᠥᠷ /᠒᠐᠒᠓.᠐᠔.᠐᠗/ ᠢᠷᠭᠡᠳ᠂ ᠣᠯᠠᠨ ᠨᠡᠶᠢᠲᠡ ᠲᠡᠢ ᠬᠠᠷᠢᠯᠴᠠᠬᠤ ᠑᠑-᠑᠑ ᠲᠥᠪ ᠲᠦ ᠠᠵᠢᠯᠯᠠᠵᠤ᠂ ᠐᠘᠄᠓᠐-᠑᠒᠄᠓᠐ ᠴᠠᠭ ᠤᠨ ᠪᠠᠶᠢᠳᠠᠯ ᠢᠶᠠᠷ ᠤᠲᠠᠰᠤ ᠪᠠᠷ ᠑᠙ ᠰᠠᠨᠠᠯ ᠭᠣᠮᠣᠳᠠᠯ᠂ ᠓᠒ ᠢᠷᠭᠡᠨ ᠲᠡᠢ ᠪᠡᠶᠡᠴᠢᠯᠡᠨ ᠠᠭᠤᠯᠵᠠᠵᠤ ᠰᠠᠨᠠᠯ᠂ ᠬᠦᠰᠡᠯ ᠊ᠳᠦ᠂ ᠭᠣᠮᠣᠳᠠᠯ ᠢ ᠬᠦᠯᠢᠶᠡᠨ ᠠᠪᠴᠤ ᠠᠵᠢᠯᠯᠠᠯ᠎ᠠ᠃

ᠠᠵᠢᠯ ᠤᠨ ᠬᠡᠰᠡᠭ ᠨᠢ ᠠᠩᠬᠠᠨ᠂ ᠳᠤᠮᠳᠠ ᠱᠠᠲᠤᠨ ᠊ᠳᠤ ᠲᠥᠷᠥ ᠊ᠢᠢᠨ ᠦᠢᠯᠡᠴᠢᠯᠡᠭᠡ ᠢ ᠠᠪᠬᠤ ᠊ᠳᠤ ᠡᠭᠦᠰᠴᠦ ᠪᠤᠢ ᠬᠦᠨᠳᠦ ᠰᠤᠷᠲᠠᠯ᠂ ᠠᠪᠤᠯᠠ ᠥᠭᠬᠦ ᠡᠷᠦᠰᠳᠡᠯ ᠡᠭᠦᠰᠬᠡᠵᠦ ᠪᠤᠢ ᠨᠥᠬᠥᠴᠡᠯ ᠪᠠᠶᠢᠳᠠᠯ ᠢ ᠲᠣᠭᠲᠠᠭᠠᠵᠤ᠂ ᠠᠷᠢᠯᠭᠠᠬᠤ᠂ ᠢᠷᠭᠡᠳ᠂ ᠬᠤᠪ ᠤᠨ ᠬᠡᠪᠰᠢᠯ ᠡᠴᠡ ᠮᠡᠳᠡᠭᠡᠯᠡᠯ ᠠᠪᠴᠤ᠂ ᠬᠠᠮᠲᠤᠷᠠᠨ ᠠᠵᠢᠯᠯᠠᠬᠤ᠂ ᠢᠷᠭᠡᠳ ᠡᠴᠡ ᠢᠷᠡᠭᠦᠯᠦᠭᠰᠡᠨ ᠮᠡᠳᠡᠭᠡᠯᠡᠯ ᠳᠦ ᠳᠦᠩ ᠰᠢᠨᠵᠢᠯᠡᠭᠡ ᠬᠡᠢ ᠶᠢᠨ᠂ ᠢᠷᠭᠡᠳ᠂ ᠬᠤᠪ ᠤᠨ ᠬᠡᠪᠰᠢᠯ ᠢ ᠴᠢᠷᠦᠭᠳᠡᠭᠦᠯᠵᠦ ᠠᠪᠤᠯᠠ ᠡᠭᠦᠰᠭᠡᠬᠦ ᠨᠥᠬᠥᠴᠡᠯ ᠪᠦᠷᠢᠳᠦᠭᠦᠯᠵᠦ ᠪᠤᠢ ᠦᠢᠯᠡ ᠠᠵᠢᠯᠯᠠᠭ᠎ᠠ᠂ ᠴᠢᠭ ᠡᠭᠦᠷᠭᠡ ᠶᠢᠨ ᠲᠠᠯ᠎ᠠ ᠪᠠᠷ ᠳ᠋ᠦᠩᠨᠡᠯᠲᠡ ᠭᠠᠷᠭᠠᠬᠤ ᠵᠣᠷᠢᠯᠭ᠎ᠠ ᠲᠠᠢ ᠶᠤᠮ᠃

ᠨᠡᠶᠢᠲᠡᠯᠡᠭᠰᠡᠨ᠄