ᠮᠣᠩᠭᠣᠯ ᠤᠯᠤᠰ ᠤᠨ ᠬᠠᠷᠢᠯᠴᠠᠭ᠎ᠠ ᠬᠣᠯᠪᠣᠭᠠᠨ ᠤ ᠦᠢᠯᠡᠴᠢᠯᠡᠭᠡ ᠡᠷᠬᠢᠯᠡᠭᠴᠢᠳ ᠪᠣᠯᠤᠨ ᠬᠣᠯᠪᠣᠭᠳᠠᠬᠤ ᠪᠠᠶᠢᠭᠤᠯᠤᠯᠭ᠎ᠠ ᠨᠤᠭᠤᠳ ᠤᠨ ᠳᠤᠮᠳᠠ ᠠᠶ ᠫᠢ ᠸᠢ᠊ ᠖ ᠬᠠᠶ᠋ᠢᠭ ᠤᠨ ᠨᠡᠪᠲᠡᠷᠡᠯᠲᠡ ᠕-᠖ ᠬᠤᠪ ᠤᠨ ᠬᠣᠭᠣᠷᠣᠨᠳᠣ ᠬᠡᠯᠪᠡᠯᠵᠡᠵᠦ ᠪᠠᠶᠢᠨ᠎ᠠ. ᠠᠶ ᠫᠢ ᠸᠢ ᠖ ᠍ ᠲᠤ ᠰᠢᠯᠵᠢᠬᠦ ᠨᠢ ᠮᠣᠩᠭᠣᠯ ᠤᠯᠤᠰ ᠤᠨ ᠢᠷᠡᠭᠡᠳᠦᠢ ᠶᠢᠨ ᠬᠥᠭᠵᠢᠯᠳᠦ᠂ ᠢᠯᠠᠩᠭᠤᠶ᠎ᠠ ᠲᠧᠭᠨᠣᠯᠣᠭᠢ ᠶᠢᠨ ᠳᠡᠪᠰᠢᠯ ᠢ ᠨᠡᠪᠲᠡᠷᠡᠭᠦᠯᠬᠦ ᠳᠦ ᠴᠢᠬᠤᠯᠠ ᠠᠴᠢ ᠬᠣᠯᠪᠣᠭᠳᠠᠯ ᠲᠠᠢ᠃ ᠲᠡᠶᠢᠮᠦ ᠡᠴᠡ ᠼᠠ᠊ ᠬᠥ᠊ ᠬᠠ᠊ ᠬᠣ᠊ ᠶᠠ᠊᠂ ᠬᠠᠷᠢᠯᠴᠠᠭ᠎ᠠ ᠬᠣᠯᠪᠣᠭᠠᠨ ᠤ ᠵᠣᠬᠢᠴᠠᠭᠤᠯᠬᠤ ᠬᠣᠷᠢᠶ᠎ᠠ᠂ ᠠᠽᠢᠶ᠎ᠠ ᠨᠣᠮᠣᠬᠠᠨ ᠳᠠᠯᠠᠢ ᠶᠢᠨ ᠪᠦᠰᠡ ᠶᠢᠨ ᠰᠦᠯᠵᠢᠶ᠎ᠡ ᠮᠡᠳᠡᠭᠡᠯᠡᠯ ᠦᠨ ᠲᠥᠪ (ᠠᠫᠨᠢᠺ) ᠍ ᠲᠡᠢ ᠬᠠᠮᠲᠤᠷᠠᠨ 《ᠮᠣᠩᠭᠣᠯ ᠤᠯᠤᠰ ᠤᠨ ᠢᠨᠲ᠋ᠧᠷᠨᠡᠲ ᠦᠨ ᠰᠦᠯᠵᠢᠶ᠎ᠡ ᠶᠢ ᠠᠶ ᠫᠢ᠊ ᠸᠢ᠊ ᠖ ᠬᠠᠶ᠋ᠢᠭᠵᠢᠯᠲᠠ ᠳᠤ ᠰᠢᠯᠵᠢᠭᠦᠯᠬᠦ ᠲᠥᠯᠦᠪᠯᠡᠭᠡ》 ᠰᠡᠳᠦᠪᠲᠦ ᠬᠡᠯᠡᠯᠴᠡᠭᠦᠯᠭᠡ ᠵᠣᠬᠢᠶᠠᠨ ᠪᠠᠶᠢᠭᠤᠯᠤᠯ᠎ᠠ᠃

ᠬᠠ᠊ ᠬᠣ᠊ ᠽᠣ᠊ ᠬᠣ᠊ ᠍ ᠤ ᠵᠣᠬᠢᠴᠠᠭᠤᠯᠤᠯᠲᠠ ᠶᠢᠨ ᠪᠣᠳᠣᠯᠭ᠎ᠠ ᠶᠢ ᠬᠡᠷᠡᠭᠵᠢᠭᠦᠯᠬᠦ ᠭᠠᠵᠠᠷ ᠤᠨ ᠳᠠᠷᠤᠭ᠎ᠠ ᠪ ∙ ᠮᠢᠭᠮᠠᠷᠨᠠᠷᠠᠨ᠄ ᠢᠨᠲ᠋ᠧᠷᠨᠡᠲ ᠫᠷᠣᠲ᠋ᠣᠺᠣᠯ ᠬᠤᠪᠢᠯᠪᠤᠷᠢ ᠠᠶ ᠫᠢ᠊ ᠸᠢ᠊ ᠔ ᠬᠠᠶᠠᠭᠯᠠᠯᠲᠠ ᠶᠢᠨ ᠨᠥᠭᠡᠴᠡ ᠒᠐᠑᠕ ᠣᠨ ᠳᠤ ᠳᠠᠭᠤᠰᠤᠭᠰᠠᠨ᠂ ᠴᠢᠨᠠᠭᠰᠢᠯᠠᠭᠠᠳ ᠥᠰᠦᠨ ᠨᠡᠮᠡᠭᠳᠡᠵᠦ ᠪᠤᠢ ᠢᠨᠲ᠋ᠧᠷᠨᠡᠲ ᠬᠡᠷᠡᠭᠯᠡᠭᠴᠢᠳ ᠦᠨ ᠲᠣᠭ᠎ᠠ᠂ ᠡᠭᠦᠷ ᠦᠨ ᠬᠣᠯᠪᠣᠭᠠᠨ ᠤ ᠔ᠵᠢ᠊ ᠪᠣᠯᠤᠨ ᠕ᠵᠢ᠊ ᠰᠦᠯᠵᠢᠶᠡᠨ ᠦ ᠨᠡᠪᠲᠡᠷᠡᠯᠲᠡ᠂ ᠲᠡᠭᠦᠨ ᠳᠦ ᠰᠠᠭᠤᠷᠢᠯᠠᠭᠰᠠᠨ ᠢᠨᠲ᠋ᠧᠷᠨᠡᠲ ᠦᠨ ᠬᠥᠭᠵᠢᠯ᠂ ᠠᠶᠤᠯ ᠦᠭᠡᠢ ᠪᠠᠶᠢᠳᠠᠯ ᠵᠡᠷᠭᠡ ᠡᠴᠡ ᠬᠠᠮᠢᠶᠠᠷᠤᠭᠠᠳ ᠢᠨᠲ᠋ᠧᠷᠨᠡᠲ ᠦᠨ ᠫᠷᠣᠲ᠋ᠣᠺᠣᠯ ᠬᠤᠪᠢᠯᠪᠤᠷᠢ ᠠᠶ ᠫᠢ᠊ ᠸᠢ᠊᠖ ᠬᠠᠶ᠋ᠢᠭᠵᠢᠯᠲᠠ ᠶᠢ ᠶᠠᠭᠠᠷᠠᠯᠲᠠᠢ ᠨᠡᠪᠲᠡᠷᠡᠭᠦᠯᠬᠦ ᠬᠡᠷᠡᠭᠴᠡᠭᠡ ᠱᠠᠭᠠᠷᠳᠠᠯᠭ᠎ᠠ ᠲᠤᠯᠭᠠᠷᠴᠢ ᠪᠠᠶᠢᠨ᠎ᠠ᠃ ᠡᠨᠡᠬᠦ ᠰᠢᠨ᠎ᠡ ᠬᠠᠶ᠋ᠢᠭᠵᠢᠯᠲᠠ ᠶᠢ ᠨᠡᠪᠲᠡᠷᠡᠭᠦᠯᠬᠦ ᠦᠢᠯᠡ ᠠᠵᠢᠯᠯᠠᠭ᠎ᠠ ᠶᠢ ᠭᠠᠷᠳᠠᠨ ᠭᠦᠢᠴᠡᠳᠭᠡᠬᠦ᠂ ᠬᠠᠷᠢᠯᠴᠠᠭ᠎ᠠ ᠬᠣᠯᠪᠣᠭ᠎ᠠ᠂ ᠲᠧᠭᠨᠣᠯᠣᠭᠢ ᠶᠢᠨ ᠰᠠᠯᠪᠤᠷᠢ ᠶᠢᠨ ᠭᠣᠣᠯ ᠴᠥᠮ᠎ᠡ ᠪᠣᠯᠤᠭᠰᠠᠨ ᠢᠨᠵᠧᠨᠧᠷ᠂ ᠲᠧᠭᠨᠢᠭ ᠦᠨ ᠮᠡᠷᠭᠡᠵᠢᠯᠲᠡᠨ ᠨᠦᠭᠦᠳ ᠲᠦ ᠰᠤᠷᠭᠠᠯᠲᠠ ᠬᠢᠵᠦ᠂ ᠬᠡᠯᠡᠯᠴᠡᠭᠦᠯᠭᠡ ᠵᠣᠬᠢᠶᠠᠨ ᠪᠠᠶᠢᠭᠤᠯᠵᠤ ᠪᠠᠶᠢᠭ᠎ᠠ ᠨᠢ ᠴᠢᠬᠤᠯᠠ ᠠᠴᠢ ᠬᠣᠯᠪᠣᠭᠳᠠᠯ ᠲᠠᠢ ᠶᠤᠮ᠃

ᠠᠽᠢᠶ᠎ᠠ ᠨᠣᠮᠣᠬᠠᠨ ᠳᠠᠯᠠᠢ ᠶᠢᠨ ᠪᠥᠰᠡ ᠶᠢᠨ ᠰᠦᠯᠵᠢᠶ᠎ᠡ ᠮᠡᠳᠡᠭᠡᠯᠡᠯ ᠦᠨ ᠲᠥᠪ /ᠠᠫᠨᠢᠺ/ ᠍ ᠦᠨ ᠰᠲᠷᠠᠲ᠋ᠧᠭᠢ ᠶᠢᠨ ᠭᠠᠵᠠᠷ ᠤᠨ ᠵᠠᠬᠢᠷᠤᠯ ᠯᠤᠢᠰ ᠫᠠᠪᠯᠣ᠄ ᠮᠣᠩᠭᠣᠯ ᠤᠯᠤᠰ ᠠᠶ ᠫᠢ ᠸᠢ᠊᠖ ᠬᠠᠶ᠋ᠢᠭ ᠲᠤ ᠰᠢᠯᠵᠢᠬᠦ ᠳᠦ ᠪᠣᠯᠪᠠᠰᠤᠨ ᠬᠦᠴᠦᠨ᠂ ᠲᠧᠭᠨᠢᠭ ᠦᠨ ᠬᠤᠪᠢ ᠳᠤ ᠪᠡᠯᠡᠨ ᠪᠣᠯᠵᠠᠢ. ᠠᠶ ᠫᠢ᠊ ᠸᠢ᠊ ᠖ ᠬᠠᠶ᠋ᠢᠭ ᠲᠤ ᠰᠢᠯᠵᠢᠬᠦ ᠳᠦ ᠲᠧᠭᠨᠣᠯᠣᠭᠢ᠂ ᠨᠢᠭᠤᠴᠠᠯᠠᠯ ᠤᠨ ᠬᠤᠪᠢ ᠳᠤ ᠮᠠᠰᠢ ᠰᠠᠶᠢᠨ ᠰᠢᠢᠳᠦᠯ ᠲᠡᠢ ᠪᠣᠯᠤᠭᠰᠠᠨ. ᠠᠶ ᠫᠢ᠊ ᠬᠠᠶᠠᠭ ᠪᠣᠯ ᠬᠦᠮᠦᠨ ᠪᠦᠷᠢ ᠳᠦ ᠣᠨᠣᠭᠠᠭᠰᠠᠨ ᠷᠧᠭᠢᠰᠲ᠋ᠧᠷ ᠦᠨ ᠳ᠋ᠤᠭᠠᠷ ᠪᠢᠰᠢ᠃ ᠡᠨᠡ ᠨᠢ ᠮᠠᠰᠢ ᠣᠯᠠᠨ ᠰᠠᠶ᠎ᠠ ᠬᠠᠶ᠋ᠢᠭ ᠠᠴᠠ ᠪᠠᠶᠢᠩᠭᠤ ᠰᠤᠯᠢᠵᠤ᠂ ᠰᠢᠨᠡᠴᠢᠯᠡᠭᠳᠡᠵᠦ ᠪᠠᠶᠢᠳᠠᠭ ᠬᠠᠶᠠᠭ ᠪᠥᠭᠡᠳ ᠵᠥᠪᠬᠡᠨ ᠢᠨᠲ᠋ᠧᠷᠨᠡᠲ ᠰᠦᠯᠵᠢᠶᠡᠨ ᠳᠠᠬᠢ ᠲᠥᠬᠥᠭᠡᠷᠦᠮᠵᠢ ᠨᠦᠭᠦᠳ ᠬᠣᠭᠣᠷᠣᠨᠳᠣ ᠪᠠᠨ ᠶᠠᠷᠢᠬᠤ ᠬᠠᠶ᠋ᠢᠭᠯᠠᠯ ᠳᠤ ᠶᠤᠮ᠃

ᠬᠡᠯᠡᠯᠴᠡᠭᠦᠯᠭᠡ ᠳᠦ ᠤᠯᠤᠰ ᠤᠨ ᠪᠠᠩᠬᠢᠨ ᠤ ᠶᠡᠷᠦᠩᠬᠡᠢ ᠭᠠᠵᠠᠷ᠂ ᠢ-ᠮᠣᠩᠭᠣᠯ ᠠᠺᠠᠳᠧᠮᠢ ᠤ᠊ ᠲᠥ᠊ ᠦ᠊ ᠭᠠ᠊᠂ ᠭᠠᠶᠢᠯᠢ᠂ ᠲᠠᠲᠠᠪᠤᠷᠢ᠂ ᠰᠠᠩᠬᠦᠦ ᠶᠢᠨ ᠮᠡᠳᠡᠭᠡᠯᠡᠯ ᠦᠨ ᠲᠧᠭᠨᠣᠯᠣᠭᠢ ᠶᠢᠨ ᠲᠥᠪ᠂ ᠢᠨᠲ᠋ᠧᠷᠨᠡᠲ ᠦᠨ ᠦᠢᠯᠡᠴᠢᠯᠡᠭᠡ ᠡᠷᠬᠢᠯᠡᠭᠴᠢᠳ᠂ ᠡᠭᠦᠷ ᠦᠨ ᠬᠣᠯᠪᠣᠭᠠᠨ ᠤ ᠦᠢᠯᠡᠴᠢᠯᠡᠭᠡ ᠡᠷᠬᠢᠯᠡᠭᠴᠢᠳ᠂ ᠳᠠᠲ᠋ᠠ ᠲᠥᠪ ᠦᠳ᠂ ᠪᠠᠩᠬᠢ ᠨᠤᠭᠤᠳ ᠤᠨ ᠲᠥᠯᠦᠭᠡᠯᠡᠯ ᠣᠷᠣᠯᠴᠠᠯ᠎ᠠ᠃
