ᠠᠪᠯᠢᠭ᠎ᠠ ᠲᠠᠢ ᠲᠡᠮᠡᠴᠡᠬᠦ ᠭᠠᠵᠠᠷ ᠤᠨ ᠤᠷᠢᠳᠴᠢᠯᠠᠨ ᠰᠡᠷᠭᠡᠶᠢᠯᠡᠬᠦ᠂ ᠰᠣᠶᠣᠨ ᠭᠡᠭᠡᠷᠡᠭᠦᠯᠬᠦ ᠬᠡᠯᠲᠡᠰ ᠡᠴᠡ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠶᠠᠮᠤ ᠪᠣᠯᠤᠨ ᠬᠠᠷᠢᠶ᠎ᠠ ᠪᠠᠶᠢᠭᠤᠯᠤᠯᠭ᠎ᠠ ᠨᠤᠭᠤᠳ ᠤᠨ ᠠᠯᠪᠠᠨ ᠬᠠᠭᠠᠭᠴᠢᠳ ᠲᠤ ᠠᠪᠤᠯ ᠶᠢᠨ ᠡᠰᠡᠷᠡᠭ ᠬᠠᠤᠯᠢ ᠲᠣᠭᠲᠠᠭᠠᠮᠵᠢ᠂ ᠠᠪᠤᠯ᠎ᠠ᠂ ᠠᠰᠢᠭ ᠰᠣᠨᠢᠷᠬᠠᠯ ᠤᠨ ᠵᠥᠷᠢᠴᠡᠯ᠂ ᠠᠪᠯᠢᠭ᠎ᠠ ᠊ᠶᠢᠨ ᠭᠡᠮᠲᠦ ᠬᠡᠷᠡᠭ ᠡᠴᠡ ᠤᠷᠢᠳᠴᠢᠯᠠᠨ ᠰᠡᠷᠭᠡᠶᠢᠯᠡᠬᠦ ᠴᠢᠭᠯᠡᠯ ᠢᠶᠡᠷ ᠮᠡᠳᠡᠯᠭᠡ ᠣᠯᠭᠣᠬᠤ ᠰᠤᠷᠭᠠᠯᠲᠠ ᠶᠢ ᠵᠣᠬᠢᠶᠠᠨ ᠪᠠᠶᠢᠭᠤᠯᠤᠯ᠎ᠠ᠃

ᠰᠤᠷᠭᠠᠯᠲᠠ ᠪᠠᠷ ᠠᠪᠤᠯᠠᠭ ᠲᠠᠢ ᠲᠡᠮᠡᠴᠡᠬᠦ ᠭᠠᠵᠠᠷ ᠤᠨ ᠠᠬᠠᠯᠠᠬᠤ ᠠᠵᠢᠯᠲᠠᠨ᠂ ᠠᠬᠠᠯᠠᠬᠤ ᠺᠣᠮᠢᠰᠰᠠᠷ ᠪ ∙ ᠲᠡᠷᠡᠪᠢᠰᠢ 《ᠠᠪᠯᠢᠭ᠎ᠠ ᠊ᠶᠢᠨ ᠨᠥᠬᠥᠴᠡᠯ ᠪᠠᠶᠢᠳᠠᠯ᠂ ᠤᠷᠢᠳᠴᠢᠯᠠᠨ ᠰᠡᠷᠭᠡᠶᠢᠯᠡᠬᠦ ᠠᠷᠭ᠎ᠠ ᠲᠧᠭᠨᠣᠯᠣᠭᠢ》 ᠰᠡᠳᠦᠪ ᠢᠶᠡᠷ᠂ ᠮᠥᠨ ᠲᠤᠰ ᠭᠠᠵᠠᠷ ᠤᠨ ᠠᠵᠢᠯᠲᠠᠨ᠂ ᠺᠣᠮᠢᠰᠰᠠᠷ ᠮ ∙ ᠵᠠᠮᠢᠶᠠᠨᠴᠣᠶᠢᠵᠢᠯ 《ᠠᠪᠯᠢᠭ᠎ᠠ ᠊ᠶᠢᠨ ᠡᠰᠡᠷᠡᠭ ᠬᠠᠤᠯᠢ ᠲᠣᠭᠲᠠᠭᠠᠮᠵᠢ᠂ ᠠᠪᠯᠢᠭ᠎ᠠ ᠊ᠶᠢᠨ ᠡᠰᠡᠷᠡᠭ ᠮᠠᠩᠯᠠᠶᠢᠯᠠᠯ》 ᠰᠡᠳᠦᠪ ᠢᠶᠡᠷ ᠮᠡᠳᠡᠭᠡᠯᠡᠯ᠂ ᠲᠠᠨᠢᠯᠴᠠᠭᠤᠯᠭ᠎ᠠ ᠬᠢᠵᠦ ᠮᠡᠷᠭᠡᠵᠢᠯ᠂ ᠠᠷᠭ᠎ᠠ ᠵᠦᠢ ᠶᠢᠨ ᠵᠥᠪᠯᠡᠭᠡ ᠥᠭᠪᠡ᠃
ᠰᠤᠷᠭᠠᠯᠲᠠ ᠳᠤ ᠨᠡᠶᠢᠲᠡ ᠑᠐᠐ ᠭᠠᠷᠤᠢ ᠠᠯᠪᠠᠨ ᠬᠠᠭᠠᠭᠴᠢ ᠲᠠᠩᠬᠢᠮ ᠪᠣᠯᠤᠨ ᠴᠠᠬᠢᠮ ᠬᠡᠯᠪᠡᠷᠢ ᠪᠡᠷ ᠬᠠᠮᠤᠷᠤᠭᠳᠠᠵᠤ ᠮᠡᠳᠡᠭᠡᠯᠡᠯ ᠰᠣᠯᠢᠯᠴᠠᠯ᠎ᠠ᠃
