ᠰᠢᠭᠦᠬᠦ ᠶᠢᠨ ᠴᠠᠬᠢᠮ ᠲᠣᠭᠲᠠᠯᠴᠠᠭ᠎ᠠ ᠶᠢ ᠪᠤᠢ ᠪᠣᠯᠭᠠᠬᠤ᠂ ᠰᠢᠰᠲ᠋ᠧᠮ ᠦᠨ ᠬᠡᠪ ᠦᠨ ᠠᠵᠢᠯᠯᠠᠭ᠎ᠠ᠂ ᠬᠥᠭᠵᠢᠭᠦᠯᠦᠯᠲᠡ ᠶᠢ ᠲᠠᠰᠤᠷᠠᠯᠲᠠ ᠦᠭᠡᠢ ᠭᠦᠢᠴᠡᠳᠭᠡᠬᠦ 《ᠮᠡᠳᠡᠭᠡᠯᠡᠯ ᠬᠠᠷᠢᠭᠤᠴᠠᠭᠴᠢ ᠨᠢᠭᠡᠴᠡ》 ᠪᠠᠶᠢᠭᠤᠯᠬᠤ ᠱᠠᠭᠠᠷᠳᠠᠯᠭ᠎ᠠ ᠲᠠᠢ


《ᠮᠣᠩᠭᠣᠯ ᠤᠯᠤᠰ ᠤᠨ ᠰᠢᠭᠦᠬᠦ ᠶᠢᠨ ᠴᠠᠬᠢᠮᠵᠢᠭᠤᠯᠤᠯᠲᠠ》 ᠣᠯᠠᠨ ᠤᠯᠤᠰ ᠤᠨ ᠪᠠᠭ᠎ᠠ ᠬᠤᠷᠠᠯ ᠬᠣᠶᠠᠷ ᠳ᠋ᠠᠬᠢ ᠡᠳᠦᠷ ᠢᠶᠡᠨ ᠦᠷᠭᠦᠯᠵᠢᠯᠡᠵᠦ ᠪᠠᠶᠢᠨ᠎ᠠ᠃ ᠲᠤᠰ ᠬᠤᠷᠠᠯ ᠤᠨ ᠵᠣᠷᠢᠯᠭ᠎ᠠ ᠨᠢ ᠧᠦ᠋ᠷᠣᠫᠠ ᠶᠢᠨ ᠬᠣᠯᠪᠣᠭᠠᠨ ᠤ ᠭᠡᠰᠢᠭᠦᠨ ᠠᠦᠢᠰᠲᠷᠢ᠂ ᠡᠰᠲ᠋ᠣᠨᠢ᠂ ᠢᠲᠠᠯᠢ ᠵᠡᠷᠭᠡ ᠤᠯᠤᠰ ᠤᠳ ᠠᠴᠠ ᠰᠢᠭᠦᠬᠦ ᠶᠢᠨ ᠴᠠᠬᠢᠮᠵᠢᠭᠤᠯᠤᠯᠲᠠ ᠲᠠᠢ ᠬᠣᠯᠪᠣᠭ᠎ᠠ ᠲᠠᠢ ᠲᠤᠷᠰᠢᠯᠭ᠎ᠠ ᠰᠣᠯᠢᠯᠴᠠᠬᠤ ᠳᠤ ᠴᠢᠭᠯᠡᠵᠦ ᠪᠠᠶᠢᠨ᠎ᠠ᠃

ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠳᠡᠳ᠋ ᠰᠠᠶᠢᠳ ᠵ ∙ ᠡᠷᠬᠢᠮᠪᠠᠭᠠᠲᠤᠷ ᠬᠤᠷᠠᠯ ᠳᠤ ᠣᠷᠣᠯᠴᠠᠵᠤ᠂ 《ᠮᠣᠩᠭᠣᠯ ᠤᠯᠤᠰ ᠤᠨ ᠰᠢᠭᠦᠬᠦ ᠶᠢᠨ ᠪᠣᠯᠤᠨ ᠬᠠᠤᠯᠢ ᠶᠢᠨ ᠪᠠᠶᠢᠭᠤᠯᠤᠯᠭ᠎ᠠ ᠨᠤᠭᠤᠳ ᠢ ᠴᠠᠬᠢᠮᠵᠢᠭᠤᠯᠬᠤ ᠳᠤ ᠮᠡᠳᠡᠭᠡᠯᠡᠯ ᠦᠨ ᠲᠧᠭᠨᠣᠯᠣᠭᠢ ᠶᠢᠨ ᠡᠭᠦᠷᠭᠡ》 ᠰᠡᠳᠦᠪ ᠢᠶᠡᠷ ᠢᠯᠡᠳᠬᠡᠯ ᠲᠠᠯᠪᠢᠯ᠎ᠠ᠃

ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠳᠡᠳ᠋ ᠰᠠᠶᠢᠳ ᠵ ∙ ᠡᠷᠬᠢᠮᠪᠠᠭᠠᠲᠤᠷ᠄ ᠰᠢᠭᠦᠬᠦ ᠴᠠᠬᠢᠮᠵᠢᠭᠤᠯᠤᠯᠲᠠ ᠳᠤ ᠰᠢᠯᠵᠢᠬᠦ ᠳᠦ ᠠᠶᠤᠯ ᠦᠭᠡᠢ ᠪᠠᠶᠢᠳᠠᠯ ᠢ ᠬᠠᠩᠭᠠᠬᠤ ᠳᠤ ᠪᠢᠳᠡ ᠪᠡᠯᠡᠨ᠃ ᠰᠢᠭᠦᠬᠦ ᠶᠢᠨ ᠴᠠᠬᠢᠮ ᠲᠣᠭᠲᠠᠯᠴᠠᠭ᠎ᠠ ᠨᠢ ᠬᠠᠷᠢᠯᠴᠠᠨ ᠤᠶᠠᠯᠳᠤᠭ᠎ᠠ ᠲᠠᠢ᠂ ᠨᠢᠭᠡᠳᠦᠭᠰᠡᠨ ᠪᠣᠳᠣᠯᠭ᠎ᠠ ᠲᠥᠯᠥᠪᠯᠡᠯᠲᠡ ᠲᠡᠢ ᠪᠠᠶᠢᠬᠤ ᠵᠠᠷᠴᠢᠮ ᠳᠤ ᠨᠡᠶᠢᠴᠡᠭᠰᠡᠨ ᠪᠠᠶᠢᠬᠤ ᠶᠣᠰᠣᠲᠠᠢ᠃ ᠰᠢᠭᠦᠬᠦ ᠶᠢᠨ ᠴᠠᠬᠢᠮ ᠲᠣᠭᠲᠠᠯᠴᠠᠭ᠎ᠠ ᠶᠢ ᠪᠤᠢ ᠪᠣᠯᠭᠠᠬᠤ᠂ ᠰᠢᠰᠲ᠋ᠧᠮ ᠦᠨ ᠬᠡᠪ ᠦᠨ ᠠᠵᠢᠯᠯᠠᠭ᠎ᠠ᠂ ᠬᠥᠭᠵᠢᠭᠦᠯᠦᠯᠲᠡ ᠶᠢ ᠲᠠᠰᠤᠷᠠᠯᠲᠠ ᠦᠭᠡᠢ ᠭᠦᠢᠴᠡᠳᠭᠡᠬᠦ 《ᠮᠡᠳᠡᠭᠡᠯᠡᠯ ᠬᠠᠷᠢᠭᠤᠴᠠᠭᠴᠢ ᠨᠢᠭᠡᠴᠡ》 ᠪᠠᠶᠢᠭᠤᠯᠬᠤ ᠱᠠᠭᠠᠷᠳᠠᠯᠭ᠎ᠠ ᠲᠠᠢ᠃ ᠰᠠᠯᠪᠤᠷᠢ ᠬᠣᠭᠣᠷᠣᠨᠳᠣ ᠶᠢᠨ ᠤᠶᠠᠯᠳᠤᠭ᠎ᠠ ᠶᠢ ᠬᠠᠩᠭᠠᠬᠤ᠂ ᠠᠷᠬᠢᠲ᠋ᠧᠺᠲ᠋ᠣᠷ ᠲᠥᠯᠥᠪᠯᠡᠯᠲᠡ᠂ ᠲᠧᠭᠨᠣᠯᠣᠭᠢ ᠶᠢᠨ ᠰᠢᠢᠳᠦᠯ ᠦᠳ ᠭᠠᠷᠭᠠᠬᠤ᠂ ᠤᠯᠤᠰ ᠤᠨ ᠪᠦᠷᠢᠳᠬᠡᠯ ᠦᠨ ᠪᠠᠶᠢᠭᠤᠯᠤᠯᠭ᠎ᠠ ᠨᠤᠭᠤᠳ ᠤᠨ ᠬᠣᠯᠪᠣᠭᠳᠠᠬᠤ ᠮᠡᠳᠡᠭᠡᠯᠡᠯ ᠢ ᠨᠠᠶᠢᠳᠠᠪᠤᠷᠢᠲᠠᠢ᠂ ᠢᠵᠢ ᠪᠦᠷᠢᠨ ᠰᠣᠯᠢᠯᠴᠠᠬᠤ ᠳᠤ ᠳᠡᠮᠵᠢᠯᠭᠡ ᠦᠵᠡᠭᠦᠯᠦᠨ᠎ᠡ》 ᠭᠡᠰᠡᠨ ᠶᠤᠮ᠃

ᠮᠥᠨ ᠢᠯᠡᠳᠬᠡᠯ ᠳᠦ ᠴᠠᠬᠢᠮ ᠵᠠᠰᠠᠭᠯᠠᠯ ᠢ ᠬᠥᠭᠵᠢᠭᠦᠯᠬᠦ ᠴᠢᠭᠯᠡᠯ ᠳᠦ ᠬᠢᠭᠳᠡᠭᠰᠡᠨ ᠳᠡᠪᠰᠢᠯ᠂ ᠪᠣᠳᠣᠯᠭ᠎ᠠ ᠰᠲᠷᠠᠲ᠋ᠧᠭᠢ᠂ ᠳ᠋ᠢᠵᠢᠲᠠᠯ᠎ᠠ ᠳᠡᠳ᠋ ᠪᠦᠲᠦᠴᠡ᠂ ᠮᠡᠳᠡᠭᠡᠯᠡᠯ ᠦᠨ ᠠᠶᠤᠯ ᠦᠭᠡᠢ ᠪᠠᠶᠢᠳᠠᠯ᠂ ᠢᠨᠨᠣᠸᠠᠼ ᠦᠢᠯᠡᠳᠪᠦᠷᠢᠯᠡᠯ ᠦᠨ ᠲᠤᠬᠠᠢ ᠲᠠᠨᠢᠯᠴᠠᠭᠤᠯᠤᠯ᠎ᠠ᠃ ᠴᠢᠨᠠᠭᠰᠢᠳᠠ ᠮᠣᠩᠭᠣᠯ ᠤᠯᠤᠰ ᠤᠨ ᠵᠠᠰᠠᠭ ᠤᠨ ᠭᠠᠵᠠᠷ᠂ ᠳᠡᠯᠡᠬᠡᠢ ᠶᠢᠨ ᠪᠠᠩᠬᠢᠨ ᠤ ᠣᠯᠠᠨ ᠤᠯᠤᠰ ᠤᠨ ᠬᠥᠭᠵᠢᠯ ᠦᠨ ᠠᠰᠰᠣᠴᠢᠶᠠᠴᠢ ᠲᠠᠢ ᠬᠠᠮᠲᠤᠷᠠᠨ ᠬᠡᠷᠡᠭᠵᠢᠭᠦᠯᠬᠦ 《ᠤᠬᠠᠭᠠᠯᠢᠭ ᠵᠠᠰᠠᠭ-᠒》 ᠲᠥᠰᠦᠯ ᠦᠨ ᠬᠦᠷᠢᠶᠡᠨ ᠳᠦ ᠲᠥᠷᠦ ᠶᠢᠨ ᠴᠠᠬᠢᠮ ᠦᠢᠯᠡᠴᠢᠯᠡᠭᠡᠨ ᠦ ᠰᠠᠭᠤᠷᠢ ᠳᠡᠳ᠋ ᠪᠦᠲᠦᠴᠡ ᠪᠣᠯᠬᠤ ᠦᠨᠳᠦᠰᠦᠨ ᠪᠣᠯᠤᠨ ᠳᠡᠮᠵᠢᠬᠦ ᠰᠢᠰᠲ᠋ᠧᠮ ᠢ ᠥᠷᠭᠡᠳᠬᠡᠨ ᠬᠥᠭᠵᠢᠭᠦᠯᠵᠦ᠂ ᠪᠦᠬᠦ ᠱᠠᠲᠤᠨ ᠤ ᠲᠥᠷᠦ ᠶᠢᠨ ᠪᠠᠶᠢᠭᠤᠯᠤᠯᠭ᠎ᠠ ᠶᠢ ᠬᠣᠯᠪᠣᠬᠤ ᠳᠤᠮᠳᠠ ᠶᠢᠨ ᠡᠭᠦᠯᠡᠨ ᠰᠢᠢᠳᠦᠯ ᠢ ᠨᠡᠪᠲᠡᠷᠡᠭᠦᠯᠵᠦ᠂ ᠲᠣᠭᠠᠨ ᠭᠠᠷ ᠤᠨ ᠦᠰᠦᠭ ᠦᠨ ᠳᠡᠳ᠋ ᠪᠦᠲᠦᠴᠡ ᠶᠢ ᠢᠵᠢ ᠪᠦᠷᠢᠨ ᠢᠶᠡᠷ ᠨᠢ ᠰᠢᠨᠡᠴᠢᠯᠡᠨ᠎ᠡ᠃

ᠦᠨᠳᠦᠰᠦᠨ ᠦ ᠳᠠᠲ᠋ᠠ ᠲᠥᠪ ᠦᠨ ᠦᠢᠯᠡ ᠠᠵᠢᠯᠯᠠᠭ᠎ᠠ ᠶᠢ ᠣᠯᠠᠨ ᠤᠯᠤᠰ ᠤᠨ ᠳᠠᠲ᠋ᠠ ᠲᠥᠪ ᠦᠨ ᠬᠥᠭᠵᠢᠯ ᠦᠨ ᠴᠢᠭ ᠬᠠᠨᠳᠤᠯᠭ᠎ᠠ ᠳᠤ ᠨᠡᠶᠢᠴᠡᠭᠦᠯᠦᠨ ᠲᠥᠷᠦ᠂ ᠬᠤᠪ ᠤᠨ ᠬᠡᠪᠰᠢᠯ ᠦᠨ ᠲᠦᠩᠰᠢᠯᠡᠯ ᠳᠦ ᠲᠤᠯᠭᠠᠭᠤᠷᠢᠯᠠᠨ Cloud ᠫᠷᠣᠪᠠᠶᠢᠳᠧᠷ ᠬᠡᠯᠪᠡᠷᠢ ᠳᠦ ᠰᠢᠯᠵᠢᠭᠦᠯᠦᠨ ᠦᠨᠳᠦᠰᠦᠨ ᠦ ᠺᠯᠠᠦ᠋ᠳ ᠳᠡᠳ᠋ ᠪᠦᠲᠦᠴᠡ ᠶᠢ ᠪᠤᠢ ᠪᠣᠯᠭᠠᠭᠰᠠᠨ ᠢᠶᠠᠷ ᠬᠣᠭᠣᠷᠣᠨᠳᠣ ᠪᠠᠨ ᠵᠣᠬᠢᠴᠠᠳᠠᠭ ᠦᠭᠡᠢ ᠲᠣᠨᠣᠭ ᠲᠥᠬᠦᠭᠡᠷᠦᠮᠵᠢ᠂ ᠲᠧᠭᠨᠢᠭ ᠬᠠᠩᠭᠠᠮᠵᠢ ᠡᠭᠦᠰᠬᠡᠳᠡᠭ ᠠᠰᠠᠭᠤᠳᠠᠯ ᠢ ᠴᠡᠭᠴᠡᠯᠡᠨ᠎ᠡ᠃

᠒᠐᠒᠓ ᠣᠨ ᠤ ᠐᠑ ᠳ᠋ᠦ᠋ᠭᠡᠷ ᠰᠠᠷ᠎ᠠ ᠶᠢᠨ ᠐᠑ ᠍ ᠨ ᠡᠴᠡ ᠬᠡᠷᠡᠭᠵᠢᠵᠦ ᠡᠬᠢᠯᠡᠭᠰᠡᠨ ᠵᠥᠪᠰᠢᠶᠡᠷᠡᠯ ᠦᠨ ᠲᠤᠬᠠᠢ ᠬᠠᠤᠯᠢ ᠶᠢᠨ ᠳᠠᠭᠠᠤ ᠵᠥᠪᠰᠢᠶᠡᠷᠡᠯ ᠦᠨ ᠨᠢᠭᠡᠳᠦᠭᠰᠡᠨ ᠰᠠᠩ ᠢ ᠡᠭᠦᠰᠬᠡᠵᠦ᠂ ᠵᠥᠪᠰᠢᠶᠡᠷᠡᠯ ᠣᠯᠭᠤᠬᠤ᠂ ᠰᠤᠩᠭᠠᠬᠤ᠂ ᠴᠤᠴᠠᠯᠠᠬᠤ ᠦᠢᠯᠡ ᠠᠵᠢᠯᠯᠠᠭ᠎ᠠ ᠶᠢ ᠪᠥᠷᠢᠨ ᠴᠠᠬᠢᠮ ᠬᠡᠯᠪᠡᠷᠢ ᠳᠦ ᠰᠢᠯᠵᠢᠭᠦᠯᠬᠦ᠂ ᠲᠡᠭᠦᠨᠴᠢᠯᠡᠨ ᠬᠠᠤᠯᠢ ᠶᠢᠨ ᠡᠲᠡᠭᠡᠳ ᠦᠨ ᠤᠯᠤᠰ ᠤᠨ ᠪᠦᠷᠢᠳᠬᠡᠯ ᠲᠡᠢ ᠬᠣᠯᠪᠣᠭ᠎ᠠ ᠲᠠᠢ ᠦᠢᠯᠡᠴᠢᠯᠡᠭᠡ᠂ ᠰᠠᠩᠬᠦᠦ᠂ ᠲᠠᠲᠠᠪᠤᠷᠢ ᠪᠣᠯᠤᠨ ᠨᠡᠶᠢᠭᠡᠮ ᠦᠨ ᠳᠠᠭᠠᠳᠬᠠᠯ ᠵᠡᠷᠭᠡ ᠲᠥᠷᠦ ᠡᠴᠡ ᠬᠠᠤᠯᠢ ᠶᠢᠨ ᠡᠲᠡᠭᠡᠳ ᠲᠡᠢ ᠬᠣᠯᠪᠣᠭᠠᠲᠠᠢ ᠪᠦᠬᠦᠢ ᠯᠠ ᠦᠢᠯᠡ ᠠᠵᠢᠯᠯᠠᠭ᠎ᠠ ᠶᠢ ᠴᠠᠬᠢᠮ ᠨᠢᠭᠡ ᠴᠣᠩᠬᠣᠨ ᠳᠤ ᠲᠥᠪᠯᠡᠷᠡᠭᠦᠯᠵᠦ᠂ ᠪᠢᠽᠢᠨ᠋ᠧᠰ ᠡᠷᠬᠢᠯᠡᠬᠦ ᠳᠦ ᠲᠠᠭᠠᠲᠠᠢ ᠨᠥᠬᠥᠴᠡᠯ ᠢ ᠪᠦᠷᠢᠳᠦᠭᠦᠯᠦᠭᠰᠡᠨ 《e-business.mn》 ᠫᠯᠠᠲ᠋ᠹᠣᠷᠮ ᠢ ᠪᠤᠢ ᠪᠣᠯᠭᠠᠨ᠎ᠠ᠃ ᠤᠭ ᠫᠯᠠᠲ᠋ᠹᠣᠷᠮ ᠨᠡᠭᠡᠭᠡᠭᠳᠡᠭᠰᠡᠨ ᠢᠶᠡᠷ ᠬᠦᠮᠦᠨ᠂ ᠬᠠᠤᠯᠢ ᠶᠢᠨ ᠡᠲᠡᠭᠡᠳ ᠳᠡᠯᠡᠬᠡᠢ ᠶᠢᠨ ᠬᠠᠮᠢᠭ᠎ᠠ ᠴᠤ ᠪᠠᠶᠢᠭᠰᠠᠨ ᠮᠣᠩᠭᠣᠯ ᠤᠯᠤᠰ ᠲᠤ ᠺᠣᠮᠫᠠᠨᠢ ᠪᠠᠶᠢᠭᠤᠯᠬᠤ᠂ ᠲᠤᠰᠬᠠᠢ ᠵᠥᠪᠰᠢᠶᠡᠷᠡᠯ ᠠᠪᠬᠤ᠂ ᠰᠤᠩᠭᠠᠬᠤ᠂ ᠲᠠᠲᠠᠪᠤᠷᠢ᠂ ᠨᠡᠶᠢᠭᠡᠮ ᠤᠨ ᠳᠠᠭᠠᠳᠬᠠᠯ᠎ᠠ ᠤᠯᠭᠤᠬᠤ ᠪᠣᠯᠤᠮᠵᠢ ᠲᠠᠢ ᠪᠣᠯᠤᠨ᠎ᠠ ᠭᠡᠳᠡᠭ ᠢ ᠣᠨᠴᠠᠯᠠᠯ᠎ᠠ᠃

ᠨᠡᠶᠢᠲᠡᠯᠡᠭᠰᠡᠨ᠄