《ᠬᠠᠩᠪᠣᠭᠳᠠ – ᠪᠦᠲᠦᠭᠡᠨ ᠪᠠᠶᠢᠭᠤᠯᠤᠯᠲᠠ᠂ ᠠᠵᠢᠯ ᠤᠨ ᠪᠠᠶᠢᠷᠢ》 ᠹᠣᠷᠣᠮ ᠪᠣᠯᠵᠤ ᠪᠠᠶᠢᠨ᠎ᠠ


ᠵᠠᠰᠠᠭ ᠤᠨ ᠭᠠᠵᠠᠷ ᠤᠨ ᠰᠢᠨ᠎ᠡ ᠰᠡᠷᠭᠦᠯᠲᠡ ᠶᠢᠨ ᠪᠣᠳᠣᠯᠭ᠎ᠠ ᠳᠤ ᠲᠤᠰᠬᠠᠭᠳᠠᠭᠰᠠᠨ 《ᠬᠣᠲᠠ ᠬᠥᠳᠡᠭᠡ ᠶᠢᠨ ᠰᠡᠷᠭᠦᠯᠲᠡ》 ᠵᠣᠷᠢᠯᠲᠠ ᠶᠢᠨ ᠬᠦᠷᠢᠶᠡᠨ ᠳᠦ ᠬᠠᠨᠪᠣᠭᠳᠠ ᠰᠤᠮᠤ ᠶᠢ ᠒᠐᠔᠐ ᠣᠨ ᠬᠦᠷᠲᠡᠯ᠎ᠡ ᠬᠥᠭᠵᠢᠭᠦᠯᠬᠦ ᠶᠡᠷᠦᠩᠬᠡᠢ ᠲᠥᠯᠥᠪᠯᠡᠭᠡ ᠪᠠᠲᠤᠯᠠᠭᠳᠠᠭᠰᠠᠨ. 《ᠡᠷᠳᠡᠨᠢᠰ ᠣᠭᠶᠤ ᠲᠣᠯᠣᠭᠠᠢ》 ᠾᠾᠻ ᠨᠢ ᠡᠨᠡᠬᠦ ᠵᠣᠷᠢᠯᠲᠠ ᠶᠢᠨ ᠬᠡᠷᠡᠭᠵᠢᠯᠲᠡ ᠶᠢ ᠬᠠᠩᠭᠠᠬᠤ ᠵᠣᠷᠢᠯᠭ᠎ᠠ ᠪᠠᠷ 《ᠬᠠᠨᠪᠣᠭᠳᠠ-ᠪᠦᠲᠦᠭᠡᠨ ᠪᠠᠶᠢᠭᠤᠯᠤᠯᠲᠠ᠂ ᠠᠵᠢᠯ ᠤᠨ ᠪᠠᠶᠢᠷᠢ》 ᠹᠣᠷᠣᠮ ᠢ ᠣᠷᠣᠨ ᠨᠤᠲᠤᠭ ᠤᠨ ᠢᠷᠭᠡᠳ᠂ ᠠᠵᠤ ᠠᠬᠤᠢ ᠨᠢᠭᠡᠴᠡ ᠨᠦᠭᠦᠳ᠂ ᠲᠥᠷᠥ ᠶᠢᠨ ᠵᠠᠬᠢᠷᠭᠠᠨ ᠤ ᠪᠣᠯᠤᠨ ᠨᠤᠲᠤᠭ ᠤᠨ ᠥᠪᠡᠷ ᠢᠶᠡᠨ ᠤᠳᠤᠷᠢᠳᠬᠤ ᠶᠣᠰᠣᠨ ᠤ ᠪᠠᠶᠢᠭᠤᠯᠤᠯᠭ᠎ᠠ ᠨᠤᠭᠤᠳ ᠤᠨ ᠲᠦᠪᠰᠢᠨ ᠳᠦ ᠵᠣᠬᠢᠶᠠᠨ ᠪᠠᠶᠢᠭᠤᠯᠵᠤ ᠪᠠᠶᠢᠨ᠎ᠠ᠃

᠕ᠵᠢ ᠨᠡᠪᠲᠡᠷᠡᠭᠦᠯᠵᠦ ᠡᠬᠢᠯᠡᠨ᠎ᠡ

ᠠᠶᠢᠮᠠᠭ᠂ ᠰᠤᠮᠤ ᠠᠴᠠ ᠪᠠᠨ ᠲᠥᠷᠦ ᠶᠢᠨ ᠘᠐᠐ ᠣᠷᠴᠢᠮ ᠦᠢᠯᠡᠴᠢᠯᠡᠭᠡ ᠶᠢ ᠲᠥᠷᠦ ᠶᠢᠨ ᠴᠠᠬᠢᠮ ᠦᠢᠯᠡᠴᠢᠯᠡᠭᠡᠨ ᠦ ᠵᠣᠬᠢᠴᠠᠭᠤᠯᠤᠯᠲᠠ ᠶᠢᠨ ᠭᠠᠵᠠᠷ ᠤᠨ 《ᠬᠤᠷᠳᠠᠨ》 ᠴᠡᠭ ᠡᠴᠡ ᠠᠪᠬᠤ ᠪᠣᠯᠤᠮᠵᠢ ᠶᠢ ᠪᠦᠷᠢᠳᠦᠭᠦᠯᠦᠨ᠎ᠡ᠃

ᠲᠥᠷᠥ ᠡᠴᠡ ᠥᠭᠴᠦ ᠪᠠᠶᠢᠭ᠎ᠠ ᠪᠦᠬᠦ ᠵᠥᠪᠰᠢᠶᠡᠷᠡᠯ ᠢ ᠴᠠᠬᠢᠮ ᠢᠶᠠᠷ ᠣᠯᠭᠣᠬᠤ E business ᠰᠢᠰᠲ᠋ᠧᠮ ᠢ ᠨᠡᠪᠲᠡᠷᠡᠭᠦᠯᠦᠨ᠎ᠡ

ᠬᠦᠩ ᠳᠦ ᠰᠤᠷᠲᠠᠯ ᠦᠭᠡᠢ᠂ ᠠᠪᠤᠯᠯ ᠦᠭᠡᠢ ᠨᠡᠶᠢᠭᠡᠮ ᠢ ᠪᠦᠲᠦᠭᠡᠬᠦ ᠴᠠᠬᠢᠮ ᠰᠢᠢᠳᠦᠯ ᠦᠳ ᠢ ᠪᠣᠯᠪᠠᠰᠤᠷᠠᠭᠤᠯᠵᠤ᠂ ᠬᠡᠷᠡᠭᠵᠢᠭᠦᠯᠦᠨ᠎ᠡ

ᠢᠷᠭᠡᠳ ᠲᠥᠷᠥ ᠶᠢᠨ ᠴᠠᠬᠢᠮᠵᠢᠬᠦ ᠪᠣᠯᠤᠮᠵᠢ ᠲᠠᠢ ᠪᠦᠬᠦ ᠦᠢᠯᠡᠴᠢᠯᠡᠭᠡ ᠶᠢ ᠴᠠᠭ ᠠᠯᠠᠳᠠᠯ ᠦᠭᠡᠢ᠂ ᠴᠢᠷᠦᠭᠳᠡᠯ ᠭᠦᠢ᠂ ᠬᠤᠷᠳᠤᠨ᠂ ᠰᠢᠭᠤᠷᠬᠠᠢ ᠠᠪᠬᠤ ᠨᠥᠬᠥᠴᠡᠯ ᠢ ᠪᠦᠷᠢᠳᠦᠭᠦᠯᠬᠦ ᠳᠦ ᠮᠠᠨ ᠤ ᠶᠠᠮᠤ ᠭᠣᠣᠯ ᠠᠩᠬᠠᠷᠤᠯ ᠢᠶᠠᠨ ᠬᠠᠨᠳᠤᠭᠤᠯᠤᠨ ᠠᠵᠢᠯᠯᠠᠵᠤ ᠪᠠᠶᠢᠨ᠎ᠠ ᠭᠡᠰᠡᠨ ᠶᠤᠮ᠃

ᠹᠣᠷᠣᠮ ᠳᠤ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠭᠡᠰᠢᠭᠦᠳ᠂ ᠠᠭᠧᠨᠲᠯᠢᠭ ᠤᠳ ᠪᠣᠯᠤᠨ ᠣᠷᠣᠨ ᠨᠤᠲᠤᠭ ᠤᠨ ᠤᠳᠤᠷᠢᠳᠤᠯᠭ᠎ᠠ ᠨᠤᠭᠤᠳ ᠣᠷᠣᠯᠴᠠᠵᠤ᠂ ᠲᠤᠰ ᠰᠤᠮᠤᠨ ᠳᠤ ᠠᠭᠤᠯᠠ ᠠᠭᠤᠷᠬᠠᠢ ᠶᠢᠨ ᠪᠤᠰᠤ ᠡᠳ᠋ ᠍ ᠦᠨ ᠵᠠᠰᠠᠭ ᠢ ᠬᠥᠭᠵᠢᠭᠦᠯᠬᠦ ᠳᠦ ᠲᠤᠯᠭᠠᠷᠴᠢ ᠪᠤᠢ ᠰᠠᠭᠠᠳ ᠪᠡᠷᠬᠡᠰᠢᠶᠡᠯ᠂ ᠬᠦᠨᠳᠦᠷᠡᠯ ᠦᠳ ᠦᠨ ᠲᠠᠯ᠎ᠠ ᠪᠠᠷ ᠶᠠᠷᠢᠯᠴᠠᠬᠤ ᠠᠴᠠ ᠭᠠᠳᠠᠨ᠎ᠠ 《 ᠬᠠᠩᠪᠣᠭᠳᠠ ᠒᠐᠔᠐》 ᠬᠥᠭᠵᠢᠯ ᠦᠨ ᠶᠡᠷᠦᠩᠬᠡᠢ ᠲᠥᠯᠥᠪᠯᠡᠭᠡ ᠲᠡᠢ ᠬᠣᠯᠪᠣᠭᠳᠠᠨ ᠪᠤᠢ ᠪᠣᠯᠬᠤ ᠡᠳ᠋ ᠍ ᠦᠨ ᠵᠠᠰᠠᠭ ᠤᠨ ᠪᠣᠯᠤᠮᠵᠢ ᠨᠤᠭᠤᠳ ᠤᠨ ᠲᠠᠯ᠎ᠠ ᠪᠠᠷ ᠢᠷᠭᠡᠳ᠂ ᠠᠵᠤ ᠠᠬᠤᠢ ᠶᠢᠨ ᠨᠢᠭᠡᠴᠡ ᠨᠦᠭᠦᠳ ᠲᠦ ᠲᠠᠨᠢᠯᠴᠠᠭᠤᠯᠭ᠎ᠠ ᠬᠢᠵᠦ ᠨᠡᠭᠡᠭᠡᠯᠲᠡ ᠲᠡᠢ ᠰᠠᠨᠠᠯ ᠰᠣᠯᠢᠯᠴᠠᠵᠤ ᠪᠠᠶᠢᠨ᠎ᠠ᠃

ᠨᠡᠶᠢᠲᠡᠯᠡᠭᠰᠡᠨ᠄